03_Chii Mini 心系与你 作词 : 巴音孟克 Maj7_Music 作曲 : 巴音孟克 Maj7_Music 编曲 : 巴音孟克 Maj7_Music ᠴᠢ ᠮᠢᠨᠤ ᠦᠭᠡ᠄ ᠪᠠᠶᠠᠨᠮᠥᠩᠬᠡ ᠂ ᠪᠥᠬᠡᠪᠠᠲᠤ ᠠᠶᠠᠯᠭᠤ᠄ ᠪᠠᠶᠠᠨᠮᠥᠩᠬᠡ ᠬᠥᠭ᠍ᠵᠢᠮ ᠦᠨ ᠨᠠᠢᠢᠷᠠᠭᠤᠯᠤᠭ᠌ᠴᠢ᠄ ᠪᠠᠶᠠᠨᠮᠥᠩᠬᠡ ᠤᠷᠠᠨ ᠰᠠᠢᠬᠠᠨ ᠪᠡᠶ᠎ᠡ ᠴᠢᠨᠢ ᠨᠠᠳᠠ ᠳᠤ ᠲᠠᠭᠠᠯᠠᠭᠳᠠᠵᠤ ᠥᠩᠭᠡ ᠶᠢᠨ ᠴᠡᠴᠡᠭᠡᠰ ᠵᠢᠷᠦᠬᠡᠨ ᠳᠦ ᠳᠡᠯᠭᠡᠷᠡᠭᠡᠳ ᠦ᠂᠂᠂ ᠡᠩᠬᠦᠷᠡᠢ ᠬᠠᠢᠷ᠎ᠠ ᠮᠢᠨᠢ ᠤᠶᠠᠨ ᠵᠥᠭᠡᠯᠡᠨ ᠬᠠᠷᠠᠴᠠᠨ ᠳᠤ ᠴᠢᠨᠢ ᠪᠢ ᠲᠠᠲᠠᠭᠳᠠᠵᠤ ᠤᠯᠠᠮ ᠤᠯᠠᠮ ᠡᠭᠡᠯᠢᠬᠡᠨ ᠰᠠᠨᠠᠭᠳᠠᠭᠠᠳ ᠦ᠂᠂᠂  ᠦᠨᠡᠨ ᠬᠠᠢᠷ᠎ᠠ ᠮᠢᠨᠢ ᠰᠥᠨᠢᠵᠢᠨ ᠵᠡᠭᠦᠳᠦᠯᠡᠵᠦ ᠯᠠ ᠬᠣᠨᠣᠭᠰᠠᠨ ᠵᠢᠷᠦᠬᠡ ᠪᠡᠷ ᠬᠣᠯᠪᠣᠭ᠎ᠠ ᠨᠡᠢᠯᠡᠭ᠍ᠰᠡᠨ ᠵᠦᠢᠷᠯᠡᠰᠢ ᠦᠭᠡᠢ ᠮᠡᠳᠡᠷᠡᠮᠵᠢ ᠮᠢᠨᠢ ᠰᠠᠨᠠᠭ᠎ᠠ ᠪᠣᠳᠣᠯ ᠢ ᠡᠵᠡᠮᠳᠡᠭ᠍ᠰᠡᠨ ᠬᠣᠯᠠ ᠶᠢᠨ ᠴᠢᠮ᠎ᠠ ᠤᠷᠤᠭᠤ ᠣᠳᠣᠭᠰᠠᠨ ᠬᠤᠪᠢᠷᠠᠰᠢ ᠦᠭᠡᠢ ᠰᠡᠳᠬᠢᠯ ᠮᠢᠨᠢ ᠴᠢ ᠮᠢᠨᠤ ᠂ ᠡᠩᠬᠦᠷᠡᠢ ᠬᠠᠢᠷ᠎ᠠ ᠴᠢ ᠮᠢᠨᠤ ᠂ ᠦᠨᠡᠨ ᠬᠠᠢᠷ᠎ᠠ ᠬᠣᠯᠠ ᠶᠢᠨ ᠲᠡᠷᠭᠡᠯ ᠰᠠᠷᠠ ᠰᠢᠭ᠋ ᠵᠢᠷᠦᠬᠡᠨ ᠳᠦ ᠬᠠᠷᠠᠭᠳᠠᠵᠤ ᠬᠣᠨᠣᠭ ᠤᠨ ᠤᠷᠲᠤ ᠶᠢ ᠲᠤᠭᠤᠯᠤᠨ ᠰᠠᠨᠠᠭᠠᠯᠵᠠᠭᠠᠳ ᠦ᠂᠂᠂ ᠵᠢᠷᠦᠬᠡᠨ ᠬᠠᠢᠷ᠎ᠠ ᠮᠢᠨᠢ ᠦᠳᠡᠰᠢ ᠶᠢᠨ ᠨᠣᠢᠷ ᠤᠨ ᠵᠡᠭᠦᠳᠦᠨ ᠪᠣᠯᠵᠣᠭᠠᠨ ᠳᠤ ᠦᠵᠡᠭ᠍ᠳᠡᠭᠡᠳ ᠦᠷ ᠦᠨ ᠭᠡᠭᠡᠨ ᠳᠦ ᠲᠠᠢᠪᠤᠤ ᠰᠡᠷᠡᠬᠦᠯᠡᠷ ᠦ᠂᠂᠂ ᠵᠡᠭᠦᠳᠦᠨ ᠬᠠᠢᠷ᠎ᠠ ᠮᠢᠨᠢ ᠰᠥᠨᠢᠵᠢᠨ ᠵᠡᠭᠦᠳᠦᠯᠡᠵᠦ ᠯᠠ ᠬᠣᠨᠣᠭᠰᠠᠨ ᠵᠢᠷᠦᠬᠡ ᠪᠡᠷ ᠬᠣᠯᠪᠣᠭ᠎ᠠ ᠨᠡᠢᠯᠡᠭ᠍ᠰᠡᠨ ᠵᠦᠢᠷᠯᠡᠰᠢ ᠦᠭᠡᠢ ᠮᠡᠳᠡᠷᠡᠮᠵᠢ ᠮᠢᠨᠢ ᠰᠠᠨᠠᠭ᠎ᠠ ᠪᠣᠳᠣᠯ ᠢ ᠡᠵᠡᠮᠳᠡᠭ᠍ᠰᠡᠨ ᠬᠣᠯᠠ ᠶᠢᠨ ᠴᠢᠮ᠎ᠠ ᠤᠷᠤᠭᠤ ᠣᠳᠣᠭᠰᠠᠨ ᠬᠤᠪᠢᠷᠠᠰᠢ ᠦᠭᠡᠢ ᠰᠡᠳᠬᠢᠯ ᠮᠢᠨᠢ ᠴᠢ ᠮᠢᠨᠤ ᠂ ᠵᠢᠷᠦᠬᠡᠨ ᠬᠠᠢᠷ᠎ᠠ ᠴᠢ ᠮᠢᠨᠤ ᠂ ᠵᠡᠭᠦᠳᠦᠨ ᠬᠠᠢᠷ᠎ᠠ ᠴᠢ ᠮᠢᠨᠤ ᠂ ᠵᠢᠷᠦᠬᠡᠨ ᠬᠠᠢᠷ᠎ᠠ ᠴᠢ ᠮᠢᠨᠤ ᠂ ᠵᠡᠭᠦᠳᠦᠨ ᠬᠠᠢᠷ᠎ᠠ